The Legend of Mother Swan - The Hu.mp3
能正常播放的歌曲才可以下载
[00:00.000] 作词 : Dashdondog Bayarmagnai/Temuulen Naranbaatar/Galbadrakh Tsendbaatar/Nyamjantsan Galsanjamts/Enkhsaikhan Batjargal[00:01.000] 作曲 : Dashdondog Bayarmagnai/Temuulen Naranbaatar/Galbadrakh Tsendbaatar/Nyamjantsan Galsanjamts/Enkhsaikhan Batjargal[00:40.278]ᠡᠷᠲᠡ ᠯᠠ ᠤᠷᠢᠳᠤ ᠶᠢᠨ ᠴᠠᠭ ᠲᠤ ᠯᠠ ᠭᠡᠨᠡ ᠡ[00:43.462]ᠬᠥᠷᠥᠰᠥ ᠳᠦ ᠠᠯᠲᠠᠨ ᠳᠡᠯᠡᠬᠡᠢ ᠶᠢᠨ ᠬᠢᠵᠠᠭᠠᠷ ᠲᠤ[00:46.208]ᠬᠥᠪᠥᠭᠡ ᠭᠠᠵᠠᠷ ᠲᠤ ᠨᠤᠲᠤᠭ ᠲᠠᠢ[00:48.959]ᠣᠩᠭᠣᠨ ᠵᠡᠯᠢᠭᠦᠳ ᠪᠠᠶᠢᠭᠠᠯᠢ ᠲᠠᠢ[00:51.966]ᠬᠥᠯ ᠦᠭᠡᠢ ᠴᠡᠩᠬᠡᠷ ᠨᠠᠭᠤᠷᠠᠨ ᠳᠤ ᠨᠢ[00:54.717]ᠤᠷᠢᠨ ᠳᠤᠯᠠᠭᠠᠨ ᠢᠷᠡᠬᠦ ᠴᠠᠭ ᠲᠤ[00:57.709]ᠬᠣᠯᠠ ᠶᠢᠨ ᠭᠠᠵᠠᠷ ᠠᠴᠠ ᠤᠰᠤᠨ ᠤ ᠰᠢᠪᠠᠭᠤᠳ[01:00.585]ᠭᠠᠩᠭᠠᠨᠠᠨ ᠳᠡᠭᠦᠯᠢᠨ ᠨᠢᠰᠦᠭᠰᠡᠭᠡᠷ ᠢᠷᠡᠵᠡᠢ[01:03.335]ᠥᠰᠴᠦ ᠲᠣᠷᠨᠢᠭᠰᠠᠨ ᠦᠷᠡᠰ ᠢᠶᠡᠨ ᠬᠠᠷᠠᠨ[01:06.328]ᠡᠪᠦᠭᠡᠨ ᠨᠠᠭᠤᠷ ᠨᠢ ᠪᠠᠶᠠᠰᠤᠨ ᠳᠣᠯᠭᠢᠯᠠᠵᠤ[01:09.088]ᠡᠳᠦᠷᠵᠢᠨ ᠨᠠᠭᠠᠳᠤᠨ ᠴᠡᠩᠭᠡᠪᠡ ᠭᠡᠨᠡ ᠡ[01:12.087]ᠰᠥᠨᠢᠵᠢᠨ ᠳᠠᠭᠤᠯᠠᠨ ᠪᠠᠶᠠᠰᠪᠠ ᠭᠡᠨᠡ[01:14.830]ᠶᠡᠬᠡ ᠯᠠ ᠴᠠᠭ ᠯᠠ ᠥᠩᠭᠡᠷᠡᠪᠡ ᠭᠡᠨᠡ ᠡ[01:17.826]ᠵᠤᠨ ᠤ ᠳᠤᠮᠳᠠ ᠰᠠᠷᠠ ᠠᠯᠤᠰᠯᠠᠪᠠ ᠭᠡᠨᠡ[01:20.584]ᠶᠠᠭᠤᠲᠠᠢ ᠰᠠᠶᠢᠬᠠᠨ ᠠᠵᠠ ᠵᠢᠷᠭᠠᠯ ᠪᠤᠢ[01:23.576]ᠤᠶᠢᠲᠠᠢ ᠬᠠᠶᠠᠯᠠᠨ ᠳᠣᠯᠭᠢᠨᠠ ᠪᠤᠢ[01:26.327]ᠡ ᠢᠢ ᠡ[01:32.331]ᠨᠢᠭᠡ ᠯᠠ ᠬᠤᠨ ᠶᠡᠬᠡ ᠯᠠ ᠭᠤᠨᠢᠭᠲᠠᠢ[01:35.077]ᠢᠵᠢᠯᠢ ᠪᠡᠨ ᠬᠠᠶᠢᠨ ᠲᠡᠮᠡᠦᠯᠪᠡ ᠭᠡᠨᠡ[01:37.834]ᠡᠷᠭᠢᠨ ᠲᠣᠭᠣᠷᠢᠨ ᠳᠤ ᠬᠡᠷᠦᠨ ᠬᠡᠰᠦᠵᠦ[01:40.829]ᠬᠠᠶᠢᠷᠠᠲᠠᠢ ᠬᠣᠣᠰ ᠢᠶᠠᠨ ᠤᠯᠪᠠ ᠭᠡᠨᠡ[01:43.577]ᠣᠷᠣᠶᠢᠲᠠᠵᠤ ᠣᠯᠳᠠᠭᠰᠠᠨ ᠲᠡᠷᠡ ᠯᠠ ᠬᠠᠶᠢᠷᠠᠨ ᠳᠤ[01:46.584]ᠤᠮᠪᠠᠨ ᠨᠠᠭᠠᠳᠤᠨ ᠵᠢᠷᠭᠠᠪ ᠭᠡᠨᠡ[01:49.341]ᠣᠷᠴᠢᠯᠠᠩ ᠳᠡᠯᠡᠬᠡᠢ ᠶᠢ ᠮᠠᠷᠲᠠᠨ ᠳᠤᠷᠠᠯᠠᠵᠤ[01:52.327]ᠣᠯᠠᠨ ᠬᠣᠨᠣᠭ ᠢ ᠬᠤᠷᠭᠤᠭᠠᠪᠠ ᠭᠡᠨᠡ[01:55.092]ᠦᠷᠡ ᠲᠡᠢ ᠪᠣᠯᠤᠭᠰᠠᠨ ᠢᠶᠠᠨ ᠢᠵᠢᠯᠢ ᠳᠦ ᠪᠡᠨ ᠳᠠᠭᠤᠯᠠᠭᠠᠨ[01:58.038]ᠡᠭᠦᠷᠢᠳᠡ ᠬᠠᠮᠲᠤ ᠪᠠᠶᠢᠬᠤ ᠪᠠᠨ ᠠᠮᠠᠯᠠᠪᠠ ᠭᠡᠨᠡ[02:00.779]ᠥᠰᠴᠦ ᠲᠣᠷᠨᠢᠭᠰᠠᠨ ᠨᠠᠭᠤᠷᠠᠨ ᠳᠤ ᠪᠠᠨ ᠭᠡᠷᠯᠡᠵᠦ[02:03.781]ᠥᠨᠢ ᠯᠠ ᠮᠥᠩᠬᠡᠳ ᠵᠠᠷᠭᠤᠨᠠ ᠭᠡᠪ[02:06.540]ᠥᠨᠳᠡᠭᠡᠨ ᠳᠣᠯᠣᠭᠠᠨ ᠦᠷᠡᠰ ᠨᠢ ᠮᠡᠨᠳᠦᠯᠡᠵᠦ[02:09.478]ᠤᠴᠢᠷ ᠦᠭᠡᠢ ᠶᠡᠬᠡ ᠯᠠ ᠪᠠᠶᠠᠷᠯᠠᠪᠠ ᠭᠡᠨᠡ[02:12.473]ᠠᠮᠢᠳᠤᠷᠠᠯ ᠰᠠᠶᠢᠬᠠᠨ ᠪᠣᠯᠪᠠ ᠭᠡᠨᠡ ᠡ[02:15.233]ᠠᠵᠠ ᠵᠢᠷᠭᠠᠯ ᠢᠶᠠᠷ ᠯᠠ ᠳᠦᠭᠦᠷᠪᠡ ᠭᠡᠨᠡ[02:18.227]ᠡ ᠢᠢ ᠡ[03:15.477]ᠭᠡᠭᠡᠨ ᠡᠳᠦᠷ ᠦᠨ ᠨᠠᠷᠠᠨ ᠵᠢᠷᠭᠠᠵᠤ[03:18.485]ᠢᠯᠴᠢ ᠯᠠ ᠶᠠᠭᠤ ᠶᠢ ᠪᠠᠨ ᠬᠤᠮᠢᠪ ᠭᠡᠨᠡ[03:21.221]ᠭᠡᠷᠡᠯᠲᠦ ᠴᠠᠭᠠᠨ ᠰᠠᠷᠠᠨ ᠪᠦᠦᠳᠡᠶᠢᠵᠦ[03:24.224]ᠡᠭᠦᠯᠡᠨ ᠴᠠᠭᠠᠭᠤᠷ ᠨᠢᠭᠤᠭᠳᠠᠪᠠ ᠭᠡᠨᠡ[03:27.227]ᠬᠠᠷᠠ ᠯᠠ ᠨᠢᠳᠦᠨ ᠬᠠᠭᠠ ᠯᠠ ᠬᠥᠯᠳᠡᠵᠦ[03:29.985]ᠬᠠᠬᠢᠷ ᠶᠡᠬᠡ ᠪᠡᠷ ᠬᠦᠢᠲᠡᠷᠡᠪᠡ ᠭᠡᠨᠡ[03:32.724]ᠬᠠᠷᠠᠵᠠᠨ ᠤ ᠤᠰᠤ ᠨᠢ ᠲᠠᠰᠤ ᠯᠠ ᠠᠨᠢᠵᠤ[03:35.920]ᠬᠠᠮᠤᠭ ᠳᠡᠯᠡᠬᠡᠢ ᠬᠠᠷᠠᠯᠵᠢ ᠭᠡᠨᠡ[03:38.656]ᠠᠶᠠᠨ ᠵᠠᠮ ᠳᠤ ᠪᠠᠨ ᠭᠠᠷᠬᠤ ᠪᠠᠷ ᠪᠣᠯᠵᠤ ᠯᠠ[03:41.414]ᠦᠷᠡ ᠵᠤᠯᠵᠠᠭᠠ ᠪᠠᠨ ᠪᠦᠷᠢᠳᠬᠡᠪᠡ ᠭᠡᠨᠡ[03:44.421]ᠥᠳᠥ ᠨᠢ ᠤᠷᠭᠤᠵᠤ ᠠᠮᠵᠢᠭᠠ ᠦᠭᠡᠢ[03:47.159]ᠦᠷᠡᠰ ᠨᠢ ᠶᠡᠬᠡ ᠯᠠ ᠬᠢᠴᠢᠶᠡᠪᠡ ᠭᠡᠨᠡ[03:50.157]ᠣᠯᠠᠨ ᠨᠢᠯᠬᠠ ᠳᠡᠭᠳᠡᠭᠡᠬᠡᠢ ᠪᠡᠨ[03:52.917]ᠣᠷᠴᠢᠯᠠᠩ ᠳᠡᠯᠡᠬᠡᠢ ᠳᠦ ᠦᠯᠡᠳᠡᠭᠡᠬᠦ ᠭᠡᠵᠦ[03:55.657]ᠳᠠᠯᠠᠪᠴᠢᠨ ᠨᠥᠮᠦᠷᠢᠲᠦᠭᠡ ᠬᠤᠮᠢᠪ ᠭᠡᠨᠡ[03:58.668]ᠥᠪᠡᠷ ᠢ ᠪᠡᠨ ᠠᠪᠤᠷᠠᠵᠤ ᠡᠰᠡ ᠴᠢᠳᠠᠪᠠ ᠭᠡᠨᠡ[04:01.656]ᠡ ᠢᠢ ᠡ[04:10.169]ᠬᠠᠷᠠᠬᠤ ᠨᠢᠳᠦᠨ ᠦ ᠬᠢ ᠨᠢ ᠭᠠᠯ ᠪᠥᠬᠥᠪᠡᠴᠦ[04:15.920]ᠨᠢᠯᠪᠤᠰᠤ ᠲᠠᠲᠠᠷᠠᠭᠰᠠᠨ ᠦᠭᠡᠢ ᠭᠡᠨᠡ[04:21.667]ᠬᠠᠯᠠᠭᠤᠨ ᠠᠮᠢᠨ ᠤ ᠬᠢ ᠨᠢ ᠭᠣᠣᠯ ᠲᠠᠰᠤᠷᠠᠪᠠᠴᠤ[04:27.420]ᠬᠠᠷᠠᠭᠤᠰᠤᠯ ᠳᠤᠮᠳᠠᠷᠠᠭᠰᠠᠨ ᠦᠭᠡᠢ ᠭᠡᠨᠡ[04:30.406]ᠬᠠᠷᠠᠬᠤ ᠨᠢᠳᠦᠨ ᠦ ᠬᠢ ᠨᠢ ᠭᠠᠯ ᠪᠥᠬᠥᠪᠡᠴᠦ[04:33.160]ᠨᠢᠯᠪᠤᠰᠤ ᠲᠠᠲᠠᠷᠠᠭᠰᠠᠨ ᠦᠭᠡᠢ ᠭᠡᠨᠡ[04:36.167]ᠬᠠᠯᠠᠭᠤᠨ ᠠᠮᠢᠨ ᠤ ᠬᠢ ᠨᠢ ᠭᠣᠣᠯ ᠲᠠᠰᠤᠷᠠᠪᠠᠴᠤ[04:38.914]ᠬᠠᠷᠠᠭᠤᠰᠤᠯ ᠳᠤᠮᠳᠠᠷᠠᠭᠰᠠᠨ ᠦᠭᠡᠢ ᠭᠡᠨᠡ[04:41.857]ᠤᠷᠭᠤᠭᠠ ᠦᠭᠡᠢ ᠳᠠᠯᠠᠪᠴᠢᠨ ᠤ ᠬᠣᠶᠢᠨᠠ ᠠᠴᠠ[04:44.797]ᠤᠬᠢᠯᠠᠵᠤ ᠯᠠ ᠬᠠᠯᠢᠭᠰᠠᠨ ᠬᠤᠨ ᠢᠵᠢᠢ[04:47.545]ᠤᠨᠲᠠᠭᠠ ᠰᠡᠷᠡᠭᠦᠨ ᠦ ᠵᠠᠪᠰᠠᠷ[04:50.537]ᠪᠦᠪᠡᠶᠢᠯᠡᠵᠦ ᠣᠳᠤᠭᠰᠠᠨ ᠬᠤᠨ ᠢᠵᠢᠢ
展开